美麗的蒙古馬 (完整版) 歌詞
作詞:呼依嘎
作曲:白斯樂
編曲:白斯樂
ᠦᠦᠷ ᠤᠨ ᠲᠠᠯᠢᠮᠠᠨ ᠭᠡᠭᠡ ᠲᠠᠢ
ᠦᠦᠷᠰᠡᠵᠦ ᠢᠷᠡᠭᠰᠡᠨ ᠬᠦᠯᠦᠭ ᠮᠢᠨᠤ ᠵᠸ
ᠦᠯᠢᠭᠡᠷ ᠲᠡᠤᠬᠡ ᠶ᠋ᠢᠨ ᠦᠨᠡᠨ ᠢ ᠲᠠᠭᠤᠳᠠᠭᠰᠠᠭᠠᠷ
ᠤᠴᠢᠷᠯᠠᠵᠦ ᠢᠷᠡᠭᠰᠡᠨ ᠬᠦᠯᠦᠭ ᠮᠢᠨᠤ ᠵᠸ
ᠨᠦᠮᠦᠭ ᠲᠦᠰᠢᠭ ᠡᠵᠡᠨ ᠳ᠋ᠡᠭᠡᠨ
ᠨᠤᠮᠤᠬᠠᠨ ᠵᠠᠩ ᠲᠠᠢ ᠬᠦᠯᠦᠭ ᠮᠢᠨᠤ ᠵᠸ
ᠨᠠᠷᠠᠯᠠᠭ ᠮᠤᠩᠭᠤᠯ ᠠᠭᠤᠳᠠᠮ ᠤᠷᠤᠨ ᠤ ᠪᠠᠨ
ᠨᠢᠭᠤᠴᠠ ᠶ᠋ᠢ ᠲᠡᠭᠡᠭᠡᠭᠰᠡᠨ ᠬᠦᠯᠦᠭ ᠮᠢᠨᠤ ᠵᠸ
ᠬᠦᠨᠲᠡᠢ ᠶ᠋ᠢᠨ ᠭᠤᠪᠢ ᠨᠤᠲᠤᠭ ᠲᠠᠭᠠᠨ
ᠬᠦᠷᠪᠡᠭᠡᠵᠦ ᠦᠰᠦᠭᠰᠡᠨ ᠬᠦᠯᠦᠭ ᠮᠢᠨᠤ ᠵᠸ
ᠬᠦᠬᠡ ᠰᠤᠲᠤᠷ ᠤᠨ ᠬᠠᠭᠤᠲᠠᠰᠤᠨ ᠳ᠋ᠤ ᠴᠠᠬᠢᠯᠤᠭᠰᠠᠭᠠᠷ
ᠬᠦᠷᠴᠦ ᠢᠷᠡᠭᠰᠡᠨ ᠬᠦᠯᠦᠭ ᠮᠢᠨᠤ ᠵᠸ
ᠠᠢ ᠬᠦᠢ ᠰᠠᠶᠢᠬᠠᠨ ᠮᠤᠩᠭᠤᠯ ᠮᠤᠷᠢ ᠮᠢᠨᠤ
ᠠᠭᠠᠳᠠᠷ ᠰᠠᠯᠬᠢ ᠰᠢᠭ᠋ ᠬᠤᠶᠢᠯᠠᠷᠠᠨ ᠲᠡᠭᠦᠯᠢᠭᠡᠰᠡᠢ
ᠵᠸ ᠬᠦᠢ ᠵᠡᠭᠡᠷᠳᠡ ᠰᠠᠶᠢᠬᠠᠨ ᠮᠤᠷᠢ ᠮᠢᠨᠤ
ᠵᠡᠷᠭᠡᠯᠭᠡᠨ ᠲᠠᠰᠤᠳᠠᠨ ᠰᠤᠮᠤᠳᠠᠨ ᠢᠷᠡᠭᠡᠰᠡᠢ